






ᠲᠤᠰ ᠠᠵᠢᠯ ᠤ᠋ᠨ ᢈᠡᠰᠡᢉ ᠲᠦ ᠡᠻᠰᠫᠤᠷᠲ ᠣᠯᠠᠨ ᠤᠯᠤᠰ ᠤ᠋ᠨ ᠬᠤᠳᠠᠯᠳᠤᠭᠠᠨ ᠤ᠋ ᠲᠥᠪ ᠦ᠋ᠨ ᠶᠠᠫᠤᠨ ᠳᠠᢈᠢ ᠲᠥᠯᠦᢉᠡᠯᠡᢉᠴᠢ ᠫ᠂ ᠴᠡᠷᠢᠩᠫᠤᠨᠴᠣᠭ᠂Craftsmanship partners ᠻᠣᠮᠫᠠᠨᠢ ᠵᠠᢈᠢᠷᠤᠯ Hagiwara Kazuhiko ᠨᠠᠷ ᢈᠦᠷᠦᠯᠴᠡᠨ ᠢᠷᠡᠵᠦ ᠳᠡᢉᠦᠷᢉᠡ ᠶ᠋ᠢᠨ ᠵᠠᠰᠠᠭ ᠳᠠᠷᠤᠭᠠ ᠶ᠋ᠢᠨ ᠲᠠᠮᠠᠭᠠ ᠶ᠋ᠢᠨ ᠭᠠᠵᠠᠷ ᠲᠠᠢ ᠬᠠᠮᠲᠤᠷᠠᠨ ᠠᠵᠢᠯᠯᠠᠬᠤ ᠪᠠᠷ ᠠᠩᠬᠠᠨ ᠤ᠋ ᠠᠭᠤᠯᠵᠠᠯᠲᠠ ᠪᠠᠨ ᠵᠣᢈᠢᠶᠠᠨ ᠪᠠᠶᠢᠭᠤᠯᠤᠯᠠ᠃ ᠡᠨᠡ ᢈᠦ ᠠᠭᠤᠯᠵᠠᠯᠲᠠ ᠪᠠᠷ ᠰᠮᠠᠷᠲ ᢈᠦᠯᠡᠮᠵᠢ ᠶ᠋ᠢᠨ ᠠᠵᠤ ᠠᠬᠤᠢ ᠶ᠋ᠢ ᠳᠡᢉᠦᠷᢉᠡ ᠳ᠋ᠦ ᢈᠥᢉᠵᠢᢉᠦᠯᢈᠦ ᠮᠥᠨ ᠶᠠᠫᠣᠨ᠋ ᠤᠯᠤᠰ ᠤ᠋ᠨ ᠢᠮᠠᠨᠠᠰᠢ ᠮᠤᠵᠢ ᠳ᠋ᠤ ᠳᠠᠳᠤᠯᠭᠠᠵᠢᠭᠴᠢ ᠠᠵᠢᠯᠲᠠᠨ ᠪᠡᠯᠡᠳᢈᠡᢈᠦ᠂ ᠴᠠᠭᠠᠰᠢᠳᠠ ᠶᠠᠫᠣᠨ᠋ ᠤᠯᠤᠰ ᠤ᠋ᠨ ᠬᠣᠲᠠ ᠨᠤᠭᠤᠳ ᠲᠠᠢ ᠬᠠᠮᠲᠤ ᠶ᠋ᠢᠨ ᠠᠵᠢᠯᠯᠠᠭᠠ ᠲᠣᠭᠲᠠᠭᠠᠬᠤ ᠲᠠᠯᠠ ᠪᠠᠷ ᠶᠠᠷᠢᠯᠴᠠᠵᠤ ᠰᠢᠢᠳᠪᠦᠷᠢ ᠳ᠋ᠦ ᢈᠦᠷᠦᠯᠡ᠃