






ᠨᠡᠶᠢᠰᠯᠡᠯ ᠦ᠋ᠨ ᠵᠠᠰᠠᠭ ᠳᠠᠷᠤᠭᠠ ᠶ᠋ᠢᠨ ᠨᠡᠷᠡᠮᠵᠢᠲᠦ ᠳᠡᢉᠦᠷᢉᠡ ᠶ᠋ᠢᠨ ᠠᠪᠤᠷᠭᠤ ᠰᠢᠯᠭᠠᠷᠠᠭᠤᠯᠬᠤ “ᠮᠥᠷᠦᢉᠡᠳᠦᠯ ᠢ᠋ᠶᠡᠨ ᠠᠰᠠᠭᠠ” ᠮᠢᠨᠢ ᠸᠣᠯᠧᠢᠢᠪᠣᠯ ᠤ᠋ᠨ ᠲᠡᠮᠡᠴᠡᢉᠡᠨ ᠳ᠋ᠦ ᠠᠯᠤᠰᠯᠠᠭᠳᠠᠭᠰᠠᠨ ᠪᠠᠭᠠᠬᠠᠩᠭᠠᠢ᠂ ᠨᠠᠯᠠᠶᠢᠬᠤ᠂ ᠪᠠᠭᠠᠨᠠᠭᠤᠷ ᠳᠡᢉᠦᠷᢉᠡ ᠶ᠋ᠢᠨ ᠶᠧᠪᠰ-ᠡᠶᠢᠨ ᠑᠒ ᠨᠠᠰᠤ ᢈᠦᠷᠲᠡᠯᠡᢈᠢ ᠰᠤᠷᠤᠭᠴᠢᠳ ᠤ᠋ᠨ ᠳᠤᠮᠳᠠ ᠠᠮᠵᠢᠯᠲᠠᠲᠠᠢ ᠵᠣᢈᠢᠶᠠᠨ ᠪᠠᠶᠢᠭᠤᠯᠤᠭᠳᠠᠯᠠ᠃
ᠲᠤᠰ ᠲᠡᠮᠡᠴᠡᢉᠡᠨ ᠳ᠋ᠦ ᠡᠮᠡᢉᠲᠡᠢ ᠖᠂ ᠡᠷᠡᢉᠲᠡᠢ ᠘ ᠪᠠᠭ ᠤ᠋ᠨ ᠑᠖᠐ ᠭᠠᠷᠤᠢ ᠲᠠᠮᠢᠷᠴᠢᠳ ᠤᠷᠠ ᠴᠢᠳᠠᠪᠤᠷᠢ᠂ ᠬᠤᠷᠳᠤ ᢈᠦᠴᠦ᠂ ᠪᠠᠭ ᠤ᠋ᠨ ᠨᠢᢉᠡᠳᠦᠮᠡᠯ ᠴᠢᠨᠠᠷ ᠢ᠋ᠶᠠᠷ ᠢ᠋ᠶᠠᠨ ᠥᠷᠢᠰᠦᠯᠳᠦᢉᠰᠡᠨ ᠶᠤᠮ᠃
ᠲᠡᠮᠡᠴᠡᢉᠡᠨ ᠦ᠋ ᠡᠷᠡᢉᠲᠡᠢ ᠰᠢᠯᠢᠳᠡᢉ ᠲᠠᠮᠢᠷᠴᠢᠳ ᠤ᠋ᠨ ᠲᠡᢉᠰᠢ ᠲᠣᠭᠯᠠᠭᠴᠢ ᠪᠠᠷ ᠪ᠂ᠪᠤᠶᠠᠨᠵᠠᠶᠠᠭᠠ ᠳᠠᠰᠬᠠᠯᠵᠢᠭᠤᠯᠤᠭᠴᠢ ᠲᠠᠢ ᠙᠑ ᠳ᠋ᠦ᠋ᢉᠡᠷ ᠰᠤᠷᠭᠠᠭᠤᠯᠢ ᠶ᠋ᠢᠨ ᠲᠠᠮᠢᠷᠴᠢᠨ ᠡ᠂ᠥᠰᢈᠦ-ᠢᠷᠡᢉᠡᠳᠦᠢ ᠮᠥᠨ ᠰᠢᠯᠢᠳᠡᢉ ᠬᠣᠯᠪᠤᠭᠴᠢ ᠪᠠᠷ ᠴᠠ᠃ ᠲᠡᢉᠦᠯᠳᠡᠷ ᠬᠠᠷᠢᠨ ᠰᠢᠯᠢᠳᠡᢉ ᠬᠠᠮᠠᠭᠠᠯᠠᠭᠴᠢ ᠪᠠᠷ ᠙᠔ ᠳ᠋ᠦ᠋ᢉᠡᠷ ᠰᠤᠷᠭᠠᠭᠤᠯᠢ ᠶ᠋ᠢᠨ ᠲᠠᠮᠢᠷᠴᠢᠨ ᠭ᠂ ᠪᠠᠲᠤᠪᠠᠭᠠᠲᠤᠷ ᠨᠠᠷᠠᠨ ᠰᠢᠯᠭᠠᠷᠠᠵᠡᠢ᠃
ᠬᠠᠷᠢᠨ ᠡᠮᠡᢉᠲᠡᠢ ᠰᠢᠯᠢᠳᠡᢉ ᠲᠠᠮᠢᠷᠴᠢᠳ ᠠ᠋ᠴᠠ ᠰᠢᠯᠢᠳᠡᢉ ᠲᠣᠭᠯᠠᠭᠴᠢ ᠪᠠᠷ ᠪᠠᠭᠠᠬᠠᠩᠭᠠᠢ ᠳᠡᢉᠦᠷᢉᠡ ᠶ᠋ᠢᠨ ᠲᠠᠮᠢᠷᠴᠢᠨ ᠙᠑ ᠳ᠋᠋ᠦ᠋ᢉᠡᠷ ᠰᠤᠷᠭᠠᠭᠤᠯᠢ ᠶ᠋ᠢᠨ ᠲᠠᠮᠢᠷᠴᠢᠨ ᠭ᠂ ᠡᠩᢉᠦᠨ ᠰᠢᠯᠭᠠᠷᠠᠭᠰᠠᠨ ᠪᠣᠯ ᠰᠢᠯᠢᠳᠡᢉ ᠬᠣᠯᠪᠤᠭᠴᠢ ᠪᠠᠷ ᠮ᠂ ᠡᠩᢈᠡᠵᠢᠨ ᠨᠠᠷᠠᠨ ᠰᠢᠯᠭᠠᠷᠠᠭᠰᠠᠨ ᠶᠤᠮ᠃