





ᠤᠯᠠᠭᠠᠨᠪᠠᠭᠠᠲᠤᠷ ᠬᠣᠲᠠ ᠶ᠋ᠢᠨ ᠠᠦᠲ᠋ᠤ ᠵᠠᠮ ᠤ᠋ᠨ ᠲᠦᢉᠵᠢᠷᠡᠯ ᠢ᠋ ᠪᠠᠭᠤᠷᠠᠭᠤᠯᠬᠤ ᠠᠵᠢᠯ ᠤ᠋ᠨ ᢈᠦᠷᠢᠶ ᠡᠨ ᠳ᠋ᠦ ᠶᠡᢈᠡ ᠪᠷᠢᠲ᠋ᠠᠨᠢ ᠶ᠋ᠢᠨ “Skyral” ᠻᠣᠮᠫᠠᠨᠢ ᠲᠠᠢ ᠬᠠᠮᠲᠤᠷᠠᠨ ᠶᠡᢈᠡ ᠥᢉᢉᠦᢉᠳᠡᠯ ᠳ᠋ᠦ ᠰᠠᠭᠤᠷᠢᠯᠠᠭᠰᠠᠨ ᠵᠠᠭᠪᠤᠷᠴᠢᠯᠠᠯ ᠤ᠋ᠳ ᠢ᠋ ᠪᠤᠢ ᠪᠣᠯᠭᠠᠬᠤ ᠪᠠᠷ ᠡᢈᠢᠨ ᠦ᠋ ᠠᠭᠤᠯᠵᠠᠯᠲᠠ ᠶ᠋ᠢ ᠵᠣᢈᠢᠶᠠᠨ ᠪᠠᠶᠢᠭᠤᠯᠤᠯᠠ᠃ ᠠᠭᠤᠯᠵᠠᠯᠲᠠ ᠳ᠋ᠤ ᠨᠡᠶᠢᠰᠯᠡᠯ ᠦ᠋ᠨ ᠵᠠᠰᠠᠭ ᠳᠠᠷᠤᠭᠠ ᠪᠥᢉᠡᠳ ᠤᠯᠠᠭᠠᠨᠪᠠᠭᠠᠲᠤᠷ ᠬᠣᠲᠠ ᠶ᠋ᠢᠨ ᠵᠠᢈᠢᠷᠤᠭᠴᠢ ᠬᠠ᠂ᠨᠢᠮᠠᠪᠠᠭᠠᠲᠤᠷ᠂ ᠨᠡᠶᠢᠰᠯᠡᠯ ᠦ᠋ᠨ ᠵᠠᠰᠠᠭ ᠳᠠᠷᠤᠭᠠ ᠶ᠋ᠢᠨ ᠡᠳ᠋ ᠦ᠋ᠨ ᠵᠠᠰᠠᠭ ᠤ᠋ᠨ ᢈᠥᢉᠵᠢᠯ᠂ ᠳᠡᠳ᠋ ᠪᠦᠲᠦᠴᠡ ᠶ᠋ᠢᠨ ᠠᠰᠠᠭᠤᠳᠠᠯ ᠬᠠᠷᠢᠭᠤᠴᠠᠭᠰᠠᠨ ᠨᠢᢉᠡᠳᠦ᠋ᢉᠡᠷ ᠣᠷᠤᠯᠠᠭᠴᠢ ᠲ᠂ ᠳᠠᠸᠠᠳᠠᠯᠠᠢ᠂ “Skyral” ᠻᠣᠮᠫᠠᠨᠢ ᠶ᠋ᠢᠨ ᠵᠠᢈᠢᠷᠤᠯ ᠨᠢᠻᠣᠯᠠᠰ ᠵᠣᠩ ᠪᠯᠡᠷ ᠪᠣᠯᠤᠨ ᠬᠣᠯᠪᠤᠭᠳᠠᠬᠤ ᠠᠯᠪᠠᠨ ᠤ᠋ ᢈᠢᠨ ᠣᠷᠤᠯᠴᠠᠭᠰᠠᠨ ᠶᠤᠮ᠃
ᠠᠭᠤᠯᠵᠠᠯᠲᠠ ᠶ᠋ᠢᠨ ᠦᠶᠡ ᠪᠡᠷ ᠬᠣᠲᠠ ᠶ᠋ᠢᠨ ᠳᠠᠷᠤᠭᠠ ᠬᠠ᠃ ᠨᠢᠮᠠᠪᠠᠭᠠᠲᠤᠷ “ᠡᠨᠡ ᠣᠨ ᠳ᠋ᠤ ᠨᠡᠶᠢᠰᠯᠡᠯ ᠬᠣᠲᠠ ᠠᠦ᠋ᠲ᠋ᠣ᠋ ᠵᠠᠮ ᠤ᠋ᠨ ᠲᠦᢉᠵᠢᠷᠡᠯ ᠢ᠋ ᠪᠠᠭᠤᠷᠠᠭᠤᠯᠬᠤ᠂ ᠨᠡᠶᠢᠲᠡ ᠶ᠋ᠢᠨ ᠲᠡᢉᠡᢉᠡᠪᠦᠷᠢ ᠶ᠋ᠢᠨ ᠣᠯᠠᠨ ᠲᠥᠷᠦᠯᠲᠡ ᢈᠡᠯᠪᠡᠷᠢ ᠶ᠋ᠢ ᢈᠥᢉᠵᠢᢉᠦᠯᢈᠦ᠂ ᠠᠭᠠᠷ ᠤ᠋ᠨ ᠪᠣᢈᠢᠷᠳᠠᠯ ᠢ᠋ ᠪᠠᠭᠤᠷᠠᠭᠤᠯᠬᠤ ᠲᠥᠰᠦᠯ ᠦ᠋ᠳ ᠢ᠋ ᢈᠡᠷᠡᢉᠵᠢᢉᠦᠯᠦᠨᠡ᠃ ᠲᠣᠳᠤᠷᠠᠭᠤᠯᠪᠠᠯ᠂ ᠲᠤᠤᠯᠠ ᠶ᠋ᠢᠨ ᠬᠤᠷᠳᠤᠨ ᠤ᠋ ᠵᠠᠮ᠂ ᠲᠣᠭᠤᠷᠢᠭ ᠬᠤᠷᠳᠤᠨ ᠤ᠋ ᠵᠠᠮ᠂ ᠲᠷᠠᠮᠸᠠᠢ ᠶ᠋ᠢᠨ ᠬᠣᠶᠠᠷ ᠱᠤᠭᠤᠮ᠂ ᠮᠧᠲ᠋ᠷᠣ᠋ ᠶ᠋ᠢᠨ ᠱᠤᠭᠤᠮ ᢉᠡᢈᠦ ᠮᠡᠲᠦ ᠲᠣᠮᠤᠬᠠᠨ ᠪᠦᠲᠦᢉᠡᠨ ᠪᠠᠶᠢᠭᠤᠯᠤᠯᠲᠠ ᠶ᠋ᠢᠨ ᠠᠵᠢᠯ ᠤ᠋ᠳ ᠢ᠋ ᠡᢈᠢᠯᠡᢉᠦᠯᢈᠦ ᠪᠡᠷ ᠣᠯᠠᠨ ᠤᠯᠤᠰ ᠤ᠋ᠨ ᠨᠡᢉᠡᢉᠡᠯᠲᠡᠲᠡᠢ ᠲᠧᠨ᠋ᠳᠧᠷ ᠢ᠋ ᠦᠶᠡ ᠱᠠᠲᠤ ᠲᠠᠢ ᠵᠠᠷᠯᠠᠭᠠᠳ ᠪᠠᠶᠢᠨᠠ᠃ ᠡᠳᠡᢉᠡᠷ ᠲᠥᠰᠦᠯ᠂ ᢈᠥᠲᠦᠯᠪᠦᠷᠢ ᠶ᠋ᠢ ᢈᠡᠷᠡᢉᠵᠢᢉᠦᠯᢈᠦ ᠶ᠋ᠢᠨ ᠲᠤᠯᠠᠳᠠ ᢈᠢᠮᠡᠯ ᠣᠶᠤᠨ ᠤᠬᠠᠭᠠᠨ ᠤ᠋ ᠶᠡᢈᠡ ᠥᢉᢉᠦᢉᠳᠡᠯ ᠳ᠋ᠦ ᠰᠠᠭᠤᠷᠢᠯᠠᠭᠰᠠᠨ ᠵᠠᠭᠪᠤᠷᠴᠢᠯᠠᠯ ᠳᠡᢉᠡᠷᠡ ᠪᠦᢈᠦᠢ ᠯᠠ ᠢᠨ᠋ᠵᠧᠨᠧᠷᠢᠩ ᠦ᠋ᠨ ᠲᠥᠯᠦᠪᠯᠡᠯᠲᠡ ᠨᠦ᠋ᢉᠦᠳ ᠢ᠋ᠢᠡᠨ ᢈᠢᠨᠡ᠃ ᠲᠡᠷᠡ ᠴᠤ ᠤᠳᠬᠠ ᠪᠠᠷ ᠢ᠋ᠶᠠᠨ ᠶᠡᢈᠡ ᠪᠷᠢᠲ᠋ᠠᠨᠢ ᠶ᠋ᠢᠨ ᠲᠧᠻᠨᠤᠯᠤᢉᠢ ᠶ᠋ᠢᠨ ᠻᠣᠮᠫᠠᠨᠢ ᠪᠣᠯᠬᠤ “Skyral” ᠻᠣᠮᠫᠠᠨᠢ ᠲᠠᠢ ᠬᠠᠮᠲᠤᠷᠠᠨ ᠤᠯᠠᠭᠠᠨᠪᠠᠭᠠᠲᠤᠷ ᠬᠣᠲᠠ ᠶ᠋ᠢᠨ ᠶᠡᢈᠡ ᠥᢉᢉᠦᢉᠳᠡᠯ ᠳ᠋ᠦ ᠰᠠᠭᠤᠷᠢᠯᠠᠭᠰᠠᠨ ᠵᠠᠭᠪᠤᠷᠴᠢᠯᠠᠯ ᠤ᠋ᠳ ᠢ᠋ ᠪᠤᠢ ᠪᠣᠯᠭᠠᠬᠤ ᠪᠠᠷ ᠡᢈᠢᠨ ᠦ᠋ ᠠᠭᠤᠯᠵᠠᠯᠲᠠ ᠶ᠋ᠢ ᠵᠣᢈᠢᠶᠠᠨ ᠪᠠᠶᠢᠭᠤᠯᠤᠯᠠ” ᢉᠡᠪᠡ᠃
ᠶᠡᢈᠡ ᠥᢉᢉᠦᢉᠳᠡᠯ ᠳ᠋ᠦ ᠰᠠᠭᠤᠷᠢᠯᠠᠭᠰᠠᠨ ᠵᠠᠭᠪᠤᠷᠴᠢᠯᠠᠯ ᠢ᠋ᠶᠠᠷ ᠲᠷᠠᠮᠸᠠᠢ ᠶ᠋ᠢᠨ ᠨᠢᢉᠡᠳᠦ᠋ᢉᠡᠷ ᠱᠤᠭᠤᠮ ᠤ᠋ᠨ ᠥᠷᠲᠡᢉᠡ ᠨᠦ᠋ᢉᠦᠳ ᠬᠠᠮᠢᠭᠠ ᠪᠠᠶᠢᠷᠢᠯᠠᠪᠠᠯ ᠲᠤᠬᠠᠢ ᠶ᠋ᠢᠨ ᠣᠷᠴᠢᠮ ᠠ᠋ᠴᠠ ᠬᠠᠮᠤᠭ ᠤ᠋ᠨ ᠶᠡᢈᠡ ᢈᠦᠮᠦᠨ ᠵᠣᠷᠴᠢᠬᠤ᠂ ᠲᠣᠭᠤᠷᠢᠭ ᠬᠤᠷᠳᠤᠨ ᠤ᠋ ᠵᠠᠮ ᠤ᠋ᠨ ᠲᠷᠠᠰᠰ ᠢ᠋ ᠬᠠᠮᠢᠭᠠᠭᠤᠷ ᠲᠠᠲᠠᠪᠠᠯ ᠲᠦᢉᠵᠢᠷᠡᠯ ᠢ᠋ ᠪᠠᠭᠤᠷᠠᠭᠤᠯᠬᠤ ᠳ᠋ᠤ ᠨᠥᠯᠦᢉᠡᠯᠡᠯ ᠨᠢ ᠥᠨᠳᠦᠷ ᠪᠠᠶᠢᠬᠤ ᠵᠡᠷᢉᠡ ᠶ᠋ᠢ ᢈᠦᠮᠦᠨ ᠪᠦᠷᠢ ᠶ᠋ᠢᠨ ᠭᠠᠷ ᠤᠲᠠᠰᠤᠨ ᠤ᠋ ᢈᠥᠳᠡᠯᢉᠡᢉᠡᠨ᠂ ᠶᠠᠪᠤᠵᠤ ᠪᠠᠶᠢᠭᠠ ᠮᠠᠷᠱᠷᠦ᠋ᠲ ᠲᠤ ᢈᠢᠮᠡᠯ ᠣᠶᠤᠨ ᠤᠬᠠᠭᠠᠨ ᠳ᠋ᠦᠩᠨᠡᠯᠲᠡ ᢈᠢᠵᠦ᠂ ᠬᠠᠮᠤᠭ ᠤ᠋ᠨ ᠪᠣᠯᠤᠮᠵᠢᠲᠤ ᠵᠠᠭᠪᠤᠷᠴᠢᠯᠠᠯ ᠤ᠋ᠳ ᠢ᠋ ᠭᠠᠷᠭᠠᠵᠤ ᠥᢉᢈᠦ ᠶᠤᠮ᠃ ᠡᠶᠢᠨ ᢈᠦ ᠤᠯᠠᠭᠠᠨᠪᠠᠭᠠᠲᠤᠷ ᠬᠣᠲᠠ ᠶᠡᢈᠡ ᠥᢉᢉᠦᢉᠳᠡᠯ ᠳ᠋ᠦ ᠰᠠᠭᠤᠷᠢᠯᠠᠭᠰᠠᠨ ᠵᠠᠭᠪᠤᠷᠴᠢᠯᠠᠯ ᠤ᠋ᠳ ᠳᠡᢉᠡᠷᠡ ᠢᠨ᠋ᠵᠧᠨᠧᠷᠢᠨ᠋ ᠤ᠋ ᠪᠣᠯᠤᠨ ᠨᠡᠶᠢᠲᠡ ᠶ᠋ᠢᠨ ᠲᠡᢉᠡᢉᠡᠪᠦᠷᠢ ᠶ᠋ᠢᠨ ᠲᠥᠯᠦᠪᠯᠡᠯᠲᠡ ᠶ᠋ᠢ ᢈᠢᢈᠦ ᠪᠡᠷ ᠬᠠᠮᠲᠤ ᠶ᠋ᠢᠨ ᠠᠵᠢᠯᠯᠠᠭᠠ ᠪᠠᠨ ᠡᢈᠢᠯᠡᢉᠦᠯᠦᠯᠡ᠃