ᠪᠠᠭᠠᠬᠠᠩᠭᠠᠢ ᠳᠡᢉᠦᠷᢉᠡ ᠶ᠋ᠢᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠣᠯᠠᠨ ᠤᠯᠤᠰ ᠤ᠋ᠨ ᠴᠢᠨᠠᠷ ᠤ᠋ᠨ ᠮᠧᠨᠧᠵᠮᠧᠨᠲ ᠦ᠋ᠨ ᠲᠣᠭᠲᠠᠯᠴᠠᠭᠠᠨ ᠤ᠋ ISO ᠙᠐᠐᠑:᠒᠐᠑᠕ ᠰᠲ᠋ᠠᠨ᠋ᠳᠠᠷᠲ ᠢ᠋ ᠨᠡᠪᠲᠡᠷᠡᢉᠦᠯᠵᠦ ᠪᠠᠲᠤᠯᠠᠭᠠᠵᠢᠯᠲᠠ ᠶ᠋ᠢᠨ ᢉᠡᠷᠡᠴᠢᠯᠡᢉᠡ ᠪᠡᠨ ᠠᠪᠤᠯ᠎ᠠ᠃

ᠣᠷᠤᠨ ᠨᠤᠲᠤᠭ ᠤ᠋ᠨ ᠵᠠᢈᠢᠷᠭᠠᠨ ᠤ᠋ ᠪᠠᠶᠢᠭᠤᠯᠤᠯᠭ᠎ᠠ ᠶ᠋ᠢᠨ ᠦᠢᠯᠡ ᠠᠵᠢᠯᠯᠠᠭ᠎ᠠ ᠶ᠋ᠢ ᠣᠨᠤᠪᠴᠢᠲᠠᠢ ᠵᠣᢈᠢᠶᠠᠨ ᠪᠠᠶᠢᠭᠤᠯᠵᠤ᠂ ᠮᠧᠨᠧᠵᠮᠧᠨ᠋ᠲ ᠦ᠋ᠨ ᠰᠠᠶᠢᠨ ᠲᠦᠪᠰᠢᠨ ᠳ᠋ᠦ ᢈᠦᠷᢈᠦ᠂ ᠰᠠᠶᠢᠨ ᠵᠠᠰᠠᠭᠯᠠᠯ ᠢ᠋ ᠪᠤᠢ ᠪᠣᠯᠭᠠᠬᠤ᠂ ᠲᠥᠷᠦ ᠶ᠋ᠢᠨ ᠠᠯᠪᠠᠨ ᠬᠠᠭᠠᠭᠴᠢᠳ ᠤ᠋ᠨ ᠮᠡᠳᠡᠯᢉᠡ᠂ ᠤᠷ᠎ᠠ ᠴᠢᠳᠠᠪᠤᠷᠢ ᠶ᠋ᠢ ᠨᠡᠮᠡᢉᠳᠡᢉᠦᠯᠵᠦ᠂ ᠲᠥᠷᠦ ᠶ᠋ᠢᠨ ᠦᠢᠯᠡᠴᠢᠯᠡᢉᠡᠨ ᠦ᠋ ᠦᠷ᠎ᠡ ᠠᠰᠢᠭ᠂ ᠦᠷ᠎ᠡ ᠨᠥᠯᠦᢉᠡ ᠶ᠋ᠢ ᠳᠡᢉᠡᢉᠰᠢᠯᠡᢉᠦᠯᢈᠦ ᠵᠣᠷᠢᠯᠭ᠎ᠠ ᠪᠠᠷ “ᠮᠧᠨᠧᠵᠮᠧᠨᠲ ᠪᠠ ᠤᠷ᠎ᠠ ᠴᠢᠳᠠᠪᠤᠷᠢ ᠶ᠋ᠢᠨ ᢈᠦᠷᠢᠶᠡᠯᠡᠩ” ᠲᠪᠪᠢ ᠰᠲ᠋ᠠᠨ᠋ᠳᠠᠷᠲ ᠢ᠋ ᢈᠡᠷᠡᢉᠵᠢᢉᠦᠯᢈᠦ ᠵᠥᠪᠯᠡᢈᠦ ᠦᠶᠢᠯᠡᠴᠢᠯᠡᢉᠡ ᠶ᠋ᠢ ᠦᠵᠡᢉᠦᠯᠦᢉᠰᠡᠨ ᠪᠥᢉᠡᠳ “ᢉᠯᠤᠪᠠᠯ ᠻᠦᠸᠠᠯᠢᠲ᠋ᠢ” ᠬᠬᠣᠻ ᠪᠠᠲᠤᠯᠠᠭᠠᠵᠢᠭᠤᠯᠤᠯᠲᠠ ᠶ᠋ᠢᠨ ᠠᠵᠢᠯ ᠢ᠋ ᢈᠢᠵᠦ ᢉᠦᠢᠴᠡᠳᢈᠡᠯ᠎ᠡ᠃ ᠣᠯᠠᠨ ᠤᠯᠤᠰ ᠤ᠋ᠨ ᠴᠢᠨᠠᠷ ᠤ᠋ᠨ ᠮᠧᠨᠧᠵᠮᠧᠨᠲ ᠦ᠋ᠨ ᠲᠣᠭᠲᠠᠯᠴᠠᠭᠠᠨ ᠤ᠋ ISO ᠙᠐᠐᠑:᠒᠐᠑᠕ ᠰᠲ᠋ᠠᠨᠳᠠᠷᠲ ᠤ᠋ᠨ ᠪᠠᠲᠤᠯᠠᠭᠠᠵᠢᠯᠲᠠ ᠶ᠋ᠢᠨ ᢉᠡᠷᠡᠴᠢᠯᠡᢉᠡ ᠭᠠᠷᠳᠠᠭᠤᠯᠬᠤ ᠠᠷᠭ᠎ᠠ ᢈᠡᠮᠵᠢᠶ᠎ᠡ ᠶ᠋ᠢ ᠒᠐᠒᠕ ᠣᠨ ᠤ᠋ ᠐᠒ ᠳ᠋ᠤᠭᠠᠷ ᠰᠠᠷ᠎ᠠ ᠶ᠋ᠢᠨ ᠐᠕-ᠨ ᠤ᠋ ᠡᠳᠦᠷ ᠵᠣᢈᠢᠶᠠᠨ ᠪᠠᠶᠢᠭᠤᠯᠵᠤ ᠲᠥᠷᠦ ᠶ᠋ᠢᠨ ᠪᠠᠶᠢᠭᠤᠯᠤᠯᠭ᠎ᠠ ᠶ᠋ᠢᠨ ᠑᠓᠐ ᠭᠠᠷᠤᠢ ᠠᠯᠪᠠᠨ ᠬᠠᠭᠠᠭᠴᠢᠳ ᠢ᠋ ᠬᠠᠮᠤᠷᠤᠭᠤᠯᠤᠨ ᠮᠡᠳᠡᢉᠡᠯᠡᠯ ᢈᠦᠷᢈᠡᠯ᠎ᠡ᠃

ᠴᠢᠨᠠᠷ ᠤ᠋ᠨ ᠮᠧᠨᠧᠵᠮᠧᠨᠲ ᠦ᠋ᠨ ᠲᠣᠭᠲᠠᠯᠴᠠᠭᠠᠨ ᠤ᠋ ISO ᠙᠐᠐᠑:᠒᠐᠑᠕ ᠰᠲ᠋ᠠᠨᠳᠠᠷᠲ ᠤ᠋ᠨ ᠲᠠᠯᠠᠭᠠᠷᢈᠢ ᠮᠡᠳᠡᢉᠡᠯᠡᠯ ᠢ᠋ “ᢉᠯᠤᠪᠠᠯ ᠻᠦᠸᠠᠯᠢᠲ᠋ᠢ” ᠬᠬᠬᠠ ᠠᠦ᠋ᠳᠢᠲ᠋ᠤᠷ ᠴ‍᠂ ᢈᠡᠰᠢᢉᠵᠢᠷᠭᠠᠯ ᠲᠠᠨᠢᠯᠴᠠᠭᠤᠯᠤᠯ᠎ᠠ᠃

ᠳᠡᢉᠦᠷᢉᠡ ᠶ᠋ᠢᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠦᠶᠢᠯᠡ ᠠᠵᠢᠯᠯᠠᠭᠠᠨ ᠳ᠋ᠤ ᠴᠢᠨᠠᠷ ᠤ᠋ᠨ ᠮᠧᠨᠧᠵᠮᠧᠨᠲ ᠦ᠋ᠨ ᠲᠣᠭᠲᠠᠯᠴᠠᠭᠠᠨ ᠤ᠋ ISO ᠙᠐᠐᠑:᠒᠐᠑᠕ ᠰᠲ᠋ᠠᠨ᠋ᠳᠠᠷᠲ ᠢ᠋ ᠨᠡᠪᠲᠡᠷᠡᢉᠦᠯᠦᢉᠰᠡᠨ ᠮᠡᠳᠡᢉᠡᠯᠡᠯ ᠢ᠋ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠤ᠋ᠨ ᠳᠠᠷᠤᠭ᠎ᠠ ᠯᠠ᠃  ᠰᠠᠩᠵᠢᠶᠢᠵᠠᠮᠴᠣ ᠲᠠᠨᠢᠯᠴᠠᠭᠤᠯᠤᠯ᠎ᠠ᠃

ᠴᠢᠨᠠᠷ ᠤ᠋ᠨ ᠮᠧᠨᠧᠵᠮᠧᠨ᠋ᠲ ᠦ᠋ᠨ ᠲᠣᠭᠲᠠᠯᠴᠠᠭᠠᠨ ᠤ᠋ ᠰᠲ᠋ᠠᠨ᠋ᠳᠠᠷᠲ ᠢ᠋ ᠳᠡᢉᠦᠷᢉᠡ ᠶ᠋ᠢᠨ ᢈᠡᠮᠵᠢᠶᠡᠨ ᠳ᠋ᠦ ᢈᠡᠷᠡᢉᠵᠢᢉᠦᠯᢈᠦ᠂ ᠪᠠᠶᠢᠭᠤᠯᠤᠯᠭ᠎ᠠ ᠬᠣᠭᠤᠷᠤᠨᠳᠤ ᠲᠤᠷᠰᠢᠯᠭ᠎ᠠ ᠰᠣᠯᠢᠯᠴᠠᠬᠤ᠂ ᠱᠠᠭᠠᠷᠳᠠᠯᠭᠠᠲᠠᠢ ᠮᠣᠳᠦᠯᠢ ᠰᠤᠷᠭᠠᠯᠲᠠ ᠨᠤᠭᠤᠳ ᠢ᠋ ᠵᠣᢈᠢᠶᠠᠨ ᠪᠠᠶᠢᠭᠤᠯᠬᠤ᠂ ᠲᠥᠰᠦᠯ ᢈᠥᠲᠦᠯᠪᠦᠷᠢ ᠨᠦ᠋ᢉᠦᠳ ᠢ᠋ ᠬᠠᠮᠲᠤᠷᠠᠨ ᢈᠡᠷᠡᢉᠵᠢᢉᠦᠯᢈᠦ ᠵᠣᠷᠢᠯᠭ᠎ᠠ ᠪᠠᠷ “ᠬᠠᠮᠲᠤ ᠶ᠋ᠢᠨ ᠠᠵᠢᠯᠯᠠᠭᠠᠨ ᠤ᠋ ᠰᠠᠨᠠᠮᠵᠢ ᠪᠢᠴᠢᢉ”-ᠲᠥ ᠳᠡᢉᠦᠷᢉᠡ ᠶ᠋ᠢᠨ ᠵᠠᠰᠠᠭ ᠳᠠᠷᠤᠭ᠎ᠠ ᠠ‍᠂ ᠰᠦᢈᠡᠪᠣᠯᠤᠳ᠂ “ᠮᠧᠨᠧᠵᠮᠧᠨᠲ ᠪᠠ ᠤᠷ᠎ᠠ ᠴᠢᠳᠠᠪᠤᠷᠢ ᠶ᠋ᠢᠨ ᢈᠦᠷᠢᠶᠡᠯᠡᠩ” ᠲᠪᠪᠢ- ᠤ᠋ᠨ ᠵᠠᢈᠢᠷᠤᠯ ᠲ‍᠂ ᠮᠥᠩᢉᠦᠨᠪᠥ᠋ᢉᠡᠵᠢ ᠨᠠᠷ ᠭᠠᠷ ᠤ᠋ᠨ ᠦᠰᠦᢉ ᠵᠢᠷᠤᠯ᠎ᠠ᠃