“ᠲᠦᠩᠰᠢᠯᠡᠯ-ᠦᠶᠢᠯᠡᠴᠢᠯᠡᢉᠡᠨ ᠦ᠋ ᠰᠣᠶᠤᠯ ᠢ᠋ ᠳᠡᢉᠡᢉᠰᠢᠯᠡᢉᠦᠯᢈᠦ ᠵᠢᠯ” ᠨᠡᢉᠡᢉᠡᠯᠲᠡ ᠪᠣᠯᠵᠤ ᠥᠩᢉᠡᠷᠡᠯ᠎ᠡ

ᠳᠡᢉᠦᠷᢉᠡ ᠶ᠋ᠢᠨ ᠵᠠᠰᠠᠭ ᠳᠠᠷᠤᠭ᠎ᠠ ᠶ᠋ᠢᠨ ᠒᠐᠒᠕ ᠣᠨ ᠤ᠋ ᠠ/᠐᠑ ᠳ᠋ᠦ᠋ᢉᠡᠷ ᠵᠠᢈᠢᠷᠤᠮᠵᠢ ᠪᠠᠷ ᠒᠐᠒᠕ ᠣᠨ ᠢ᠋ ᠲᠦᠩᠰᠢᠯᠡᠯ-ᠦᠶᠢᠯᠡᠴᠢᠯᠡᢉᠡᠨ ᠦ᠋ ᠰᠣᠶᠤᠯ ᠢ᠋ ᠳᠡᢉᠡᢉᠰᠢᠯᠡᢉᠦᠯᢈᠦ ᠵᠢᠯ ᠪᠣᠯᠭᠠᠨ ᠵᠠᠷᠯᠠᠭᠰᠠᠨ ᠶᠤᠮ᠃  ᠵᠣᠷᠢᠯᠲᠠᠲᠤ ᠵᠢᠯ ᠦ᠋ᠨ ᠨᠡᢉᠡᢉᠡᠯᠲᠡ ᠶ᠋ᠢ ᠒᠐᠒᠕ ᠣᠨ ᠤ᠋ ᠐᠒ ᠳ᠋ᠤᠭᠠᠷ ᠰᠠᠷ᠎ᠠ ᠶ᠋ᠢᠨ ᠐᠔-ᠨᠢ ᠡᠳᠦᠷ ᠵᠣᢈᠢᠶᠠᠨ ᠪᠠᠶᠢᠭᠤᠯᠤᠯ᠎ᠠ᠃  ᠠᠷᠭ᠎ᠠ ᢈᠡᠮᠵᠢᠶᠡᠨ ᠳ᠋ᠦ ᠠᠵᠤ ᠠᠬᠤᠢ ᠶ᠋ᠢᠨ ᠨᠢᢉᠡᠴᠡ ᠪᠠᠶᠢᠭᠤᠯᠤᠯᠭ᠎ᠠ᠂ ᠢᠷᢉᠡᠳ ᠦ᠋ᠨ ᠑᠖᠐ ᠭᠠᠷᠤᠢ ᠲᠥᠯᠦᢉᠡᠯᠡᠯ ᠣᠷᠤᠯᠴᠠᠪᠠ᠃