






ᠮᠣᠩᠭᠣᠯ ᠤᠯᠤᠰ ᠤᠨ ᠶᠡᠷᠦᠩᠬᠡᠢ ᠰᠠᠢᠳ ᠤᠨ ᠠᠬᠠᠯᠠᠭᠰᠠᠨ ᠨᠡᠢᠰᠯᠡᠯ ᠤᠯᠠᠭᠠᠨᠪᠠᠭᠠᠲᠤᠷ ᠬᠣᠲᠠ ᠶᠢᠨ ᠠᠭᠠᠷ ᠤᠨ ᠪᠣᠬᠢᠷᠳᠠᠯ ᠢ ᠪᠠᠭᠤᠷᠠᠭᠤᠯᠬᠤ᠂ ᠳᠡᠳ᠋ ᠪᠦᠲᠦᠴᠡ ᠶᠢᠨ ᠪᠦᠲᠦᠭᠡᠨ ᠪᠠᠢᠭᠤᠯᠤᠯᠲᠠ ᠶᠢᠨ ᠲᠥᠰᠥᠯ᠂ ᠠᠷᠭ᠎ᠠ ᠬᠡᠮᠵᠢᠶ᠎ᠡ ᠶᠢ ᠬᠡᠷᠡᠭᠵᠢᠭᠦᠯᠬᠦ ᠳᠦ ᠳᠡᠮᠵᠢᠯᠭᠡ ᠦᠵᠡᠭᠦᠯᠬᠦ᠂ ᠰᠠᠯᠪᠤᠷᠢ ᠬᠣᠭᠣᠷᠣᠨᠳᠣ ᠶᠢᠨ ᠵᠣᠬᠢᠴᠠᠭᠤᠯᠤᠯᠲᠠ᠂ ᠰᠢᠭᠤᠷᠬᠠᠢ ᠤᠳᠤᠷᠢᠳᠤᠯᠭ᠎ᠠ ᠪᠠᠷ ᠬᠠᠩᠭᠠᠬᠤ ᠵᠠᠰᠠᠭ ᠤᠨ ᠭᠠᠵᠠᠷ ᠤᠨ ᠰᠢᠭᠤᠷᠬᠠᠢ ᠱᠲ᠋ᠠᠪ ᠤᠨ II ᠬᠤᠷᠠᠯᠳᠤᠭᠠᠨ ᠪᠣᠯᠤᠯ᠎ᠠ ᠤᠷᠤᠯᠳᠤᠭᠠᠨ ᠢᠶᠠᠷ ᠢᠷᠡᠬᠦ ᠵᠢᠯ ᠦᠳ ᠲᠦ ᠨᠡᠢᠰᠯᠡᠯ ᠬᠣᠲᠠᠳ ᠬᠡᠷᠡᠭᠵᠢᠭᠦᠯᠬᠦ ᠲᠣᠮᠣᠬᠠᠨ ᠲᠥᠰᠥᠯ ᠦᠳ ᠦᠨ ᠲᠠᠯ᠎ᠠ ᠪᠠᠷ ᠨᠡᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠬ ∙ ᠨᠢᠮᠪᠠᠭᠠᠲᠤᠷ ᠲᠠᠨᠢᠯᠴᠠᠭᠤᠯᠤᠯ᠎ᠠ᠃
ᠤᠯᠠᠭᠠᠨᠪᠠᠭᠠᠲᠤᠷ ᠬᠣᠲᠠᠳ ᠲᠦᠭᠵᠢᠷᠡᠯ ᠪᠠᠭᠤᠷᠠᠭᠤᠯᠬᠤ ᠴᠢᠭᠯᠡᠯ ᠢᠶᠡᠷ ᠶᠢᠰᠦ᠂ ᠠᠭᠠᠷ ᠤᠨ ᠪᠣᠬᠢᠷᠳᠠᠯ ᠢ ᠪᠤᠷᠤᠭᠤᠯᠠᠬᠤ ᠴᠢᠭᠯᠡᠯ ᠢᠶᠡᠷ ᠵᠢᠷᠭᠤᠭ᠎ᠠ᠂ ᠪᠤᠰᠤᠳ ᠴᠢᠭᠯᠡᠯ ᠳᠦ ᠨᠠᠢᠮᠠᠨ ᠲᠣᠮᠣᠬᠠᠨ ᠲᠥᠰᠥᠯ ᠬᠥᠲᠥᠯᠪᠦᠷᠢ ᠬᠡᠷᠡᠭᠵᠢᠭᠦᠯᠦᠨ᠎ᠡ᠃ ᠲᠣᠳᠣᠷᠠᠭᠤᠯᠪᠠᠯ ᠲᠦᠭᠵᠢᠷᠡᠯ ᠪᠠᠭᠤᠷᠠᠭᠤᠯᠬᠤ ᠴᠢᠭᠯᠡᠯ ᠢᠶᠡᠷ ᠮᠧᠲ᠋ᠷᠣ᠋᠂ ᠲᠷᠠᠮᠸᠠᠢ᠂ ᠰᠢᠨ᠎ᠡ ᠲᠣᠭᠣᠷᠢᠭ ᠵᠠᠮ᠂ ᠲᠤᠤᠯ ᠤᠨ ᠬᠤᠷᠳᠤᠨ ᠤ ᠵᠠᠮ᠂ ᠲᠤᠰᠬᠠᠢ ᠵᠠᠮ ᠤᠨ ᠠᠦ᠋ᠲ᠋ᠣᠪᠦ᠋ᠰ᠂ ᠣᠯᠠᠨ ᠲᠦᠪᠰᠢᠨ ᠦ ᠠᠭᠤᠯᠵᠠᠪᠤᠷᠢ ᠨᠤᠭᠤᠳ᠂ ᠳᠡᠭᠦᠵᠢᠩ ᠵᠠᠮ ᠤᠨ ᠲᠡᠭᠡᠭᠡᠪᠦᠷᠢ᠂ ᠬᠥᠰᠢᠭ ᠦᠨ ᠬᠥᠨᠳᠡᠢ ᠶᠢᠨ ᠰᠠᠯᠪᠤᠷᠢ ᠲᠡᠮᠦᠷ ᠵᠠᠮ ᠵᠡᠷᠭᠡ ᠲᠥᠰᠥᠯ ᠦᠳ ᠢ ᠬᠡᠷᠡᠭᠵᠢᠭᠦᠯᠦᠨ᠎ᠡ᠃ ᠬᠠᠷᠢᠨ ᠠᠭᠠᠷ ᠤᠨ ᠪᠣᠬᠢᠷᠳᠠᠯ ᠢ ᠪᠠᠭᠤᠷᠠᠭᠤᠯᠬᠤ ᠴᠢᠭᠯᠡᠯ ᠳᠦ ТЭЦ-5 ᠳᠤᠯᠠᠭᠠᠨ ᠤ ᠴᠠᠬᠢᠯᠭᠠᠨ ᠰᠲ᠋ᠠᠨᠼ᠂ ᠳᠤᠯᠠᠭᠠᠨ ᠤ ᠲᠠᠷᠬᠠᠮᠠᠯ ᠡᠬᠢ ᠡᠭᠦᠰᠪᠦᠷᠢ ᠶᠢ ᠨᠡᠮᠡᠭᠳᠡᠭᠦᠯᠬᠦ ᠲᠥᠰᠥᠯ᠂ ᠰᠡᠯᠪᠢ ᠬᠣᠲᠠ ᠣᠷᠣᠨ ᠰᠠᠭᠤᠴᠠᠵᠢᠭᠤᠯᠬᠤ ᠲᠥᠰᠥᠯ᠂ ᠪᠠᠶᠠᠨᠬᠣᠰᠢᠭᠤ ᠬᠣᠲᠠ ᠣᠷᠣᠨ ᠰᠠᠭᠤᠴᠠᠵᠢᠭᠤᠯᠬᠤ ᠲᠥᠰᠥᠯ᠂ ᠬᠠᠨ᠎ᠠ ᠶᠢᠨ ᠮᠠᠲ᠋ᠧᠷᠢᠶᠠᠯ ᠣᠷᠣᠨ ᠰᠠᠭᠤᠴᠠᠵᠢᠭᠤᠯᠬᠤ ᠲᠥᠰᠥᠯ᠂ ᠬᠣᠭ ᠰᠢᠲᠠᠭᠠᠵᠤ ᠡᠷᠴᠢᠮ ᠬᠦᠴᠦ ᠦᠢᠯᠡᠳᠪᠦᠷᠢᠯᠡᠬᠦ ᠲᠥᠰᠥᠯ ᠬᠡᠷᠡᠭᠵᠢᠭᠦᠯᠬᠦ ᠪᠡᠷ ᠠᠵᠢᠯᠯᠠᠵᠤ ᠪᠠᠢᠭ᠎ᠠ ᠲᠠᠯ᠎ᠠ ᠪᠠᠷ ᠶᠡᠷᠦᠩᠬᠡᠢ ᠰᠠᠢᠳ ᠪᠣᠯᠤᠨ ᠪᠤᠰᠤᠳ ᠠᠯᠪᠠᠨ ᠤ ᠬᠢᠨ ᠳᠤ ᠲᠠᠨᠢᠯᠴᠠᠭᠤᠯᠤᠭᠰᠠᠨ ᠶᠤᠮ᠃
ᠡᠨᠡ ᠦᠶ᠎ᠡ ᠪᠡᠷ ᠶᠡᠷᠦᠩᠬᠡᠢ ᠰᠠᠢᠳ ᠯ ∙ ᠣᠶᠤᠨ-ᠡᠷᠳᠡᠨᠢ ᠡᠳᠡᠭᠡᠷ ᠲᠥᠰᠥᠯ ᠦᠳ ᠢ ᠡᠷᠢᠮᠪᠡᠯᠡᠬᠦ ᠨᠢ ᠴᠢᠬᠤᠯᠠ ᠶᠢ ᠣᠨᠴᠠᠯᠠᠭᠠᠳ ᠬᠣᠯᠪᠣᠭᠳᠠᠬᠤ ᠠᠯᠪᠠᠨ ᠤ ᠬᠢᠨ ᠳᠤ ᠠᠵᠢᠯ ᠤᠨ ᠤᠶᠠᠯᠳᠤᠭ᠎ᠠ ᠬᠣᠯᠪᠣᠭ᠎ᠠ ᠪᠠᠨ ᠰᠠᠢᠵᠢᠷᠠᠭᠤᠯᠵᠤ᠂ ᠲᠤᠯᠭᠠᠮᠳᠠᠭᠰᠠᠨ ᠠᠰᠠᠭᠤᠳᠠᠯ ᠤᠳ ᠢ ᠨᠡᠩ ᠳᠠᠷᠤᠢ ᠰᠢᠢᠳᠪᠦᠷᠢᠯᠡᠵᠦ ᠶᠠᠪᠤᠬᠤ ᠶᠢ ᠳᠠᠭᠠᠭᠠᠯᠭᠠᠯ᠎ᠠ᠃