






ᠮᠡᠳᠡᠭᠡᠯᠡᠯ ᠦᠨ ᠲᠧᠭᠨᠣᠯᠣᠭᠢ ᠥᠨᠳᠥᠷ ᠬᠤᠷᠳᠤᠴᠠ ᠲᠠᠢ ᠬᠥᠭᠵᠢᠵᠦ ᠪᠤᠢ ᠡᠨᠡ ᠡᠷᠡᠨ ᠴᠠᠭ ᠲᠤ ᠡᠷᠬᠢᠮ ᠲᠠ ᠪᠦᠬᠦᠨ ᠲᠡᠢ ᠴᠠᠬᠢᠮ ᠢᠨᠲ᠋ᠧᠷᠨᠡᠲ ᠦᠨ ᠤᠷᠴᠢᠨ ᠳᠤ ᠠᠭᠤᠯᠵᠠᠵᠤ ᠪᠠᠶᠢᠭ᠎ᠠ ᠳᠤ ᠪᠠᠨ ᠨᠡᠩ ᠲᠠᠭᠠᠲᠠᠢ ᠪᠠᠶᠢᠭ᠎ᠠ ᠶᠢᠨ ᠢᠯᠳᠠᠮ ᠳᠤ ᠲᠠ ᠪᠦᠬᠦᠨ ᠳᠦ ᠪᠡᠨ ᠨᠡᠶᠢᠰᠯᠡᠯ ᠦᠨ ᠪᠠᠭᠠᠬᠠᠩᠭᠠᠢ ᠳᠡᠭᠦᠷᠭᠡ ᠶᠢᠨ ᠠᠵᠢᠯᠴᠢ ᠬᠢᠴᠢᠶᠡᠩᠭᠦᠢ ᠲᠦᠮᠡᠨ ᠣᠯᠣᠨ ᠦ ᠪᠠᠨ ᠴᠢᠨ ᠰᠡᠳᠬᠢᠯ ᠦᠨ ᠮᠡᠨᠳᠦ ᠶᠢ ᠴᠠᠬᠢᠮ ᠶᠢᠷᠲᠢᠨᠴᠦ ᠶᠢᠨ ᠬᠡᠷᠡᠭᠯᠡᠭᠴᠢ᠂ ᠤᠩᠰᠢᠭᠴᠢ ᠲᠠ ᠪᠦᠬᠦᠨ ᠳᠦ ᠪᠡᠨ ᠤᠯᠠᠮᠵᠢᠯᠢᠶᠠ᠃ ᠳᠡᠭᠦᠷᠭᠡ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠶᠢᠨ ᠡᠷᠬᠢᠮ ᠬᠦᠨᠳᠦ ᠲᠡᠢ᠂ ᠪᠠᠰᠠ ᠬᠠᠷᠢᠭᠤᠴᠠᠯᠭ᠎ᠠ ᠲᠠᠢ ᠠᠯᠪᠠᠨ ᠳᠤ ᠲᠣᠮᠢᠯᠠᠭᠳᠠᠭᠰᠠᠨ ᠮᠢᠨᠦ ᠪᠡᠶ᠎ᠡ ᠠᠯᠪᠠᠨ ᠡᠭᠦᠷᠭᠡ ᠪᠡᠨ ᠴᠢᠨ ᠰᠢᠳᠤᠷᠭᠤ ᠪᠠᠷ ᠪᠡᠶᠡᠯᠡᠭᠦᠯᠵᠦ ᠠᠶᠢᠯ ᠡᠷᠦᠬᠡ᠂ ᠢᠷᠭᠡᠨ ᠪᠦᠷᠢ ᠳᠦ ᠰᠢᠭᠤᠳ ᠲᠤᠰᠬᠤ ᠪᠠᠷ ᠠᠰᠢᠭ ᠣᠷᠣᠯᠭ᠎ᠠ ᠶᠢ ᠨᠢ ᠨᠡᠮᠡᠭᠳᠡᠭᠦᠯᠬᠦ᠂ ᠨᠡᠶᠢᠭᠡᠮ ᠡᠳ᠋ ᠍ ᠦᠨ ᠵᠠᠰᠠᠭ ᠢ ᠳᠡᠭᠡᠭᠰᠢᠯᠡᠭᠦᠯᠬᠦ ᠶᠢᠨ ᠲᠥᠯᠥᠭᠡ ᠪᠡᠶ᠎ᠡ ᠰᠡᠳᠬᠢᠯ᠂ ᠮᠡᠳᠡᠯᠭᠡ ᠴᠢᠳᠠᠪᠤᠷᠢ᠂ ᠬᠢᠴᠢᠶᠡᠯ ᠵᠢᠳᠬᠦᠯ ᠢᠶᠡᠨ ᠪᠦᠷᠢᠨ ᠳᠠᠶᠢᠴᠢᠯᠠᠵᠤ ᠠᠵᠢᠯᠯᠠᠬᠤ ᠪᠣᠯᠤᠨ᠎ᠠ᠃
ᠪᠠᠶᠢᠭᠠᠯᠢ ᠣᠷᠴᠢᠨ ᠢᠶᠠᠨ ᠬᠠᠮᠠᠭᠠᠯᠠᠨ᠂ ᠤᠯᠠᠮᠵᠢᠯᠠᠯᠲᠤ ᠮᠠᠯ ᠰᠦᠷᠦᠭ ᠬᠥᠳᠡᠭᠡ ᠠᠵᠤ ᠠᠬᠤᠢ ᠶᠢ ᠡᠷᠴᠢᠮᠵᠢᠭᠦᠯᠬᠦ᠂ ᠣᠷᠴᠢᠨ ᠴᠠᠭ ᠤᠨ ᠪᠣᠯᠪᠠᠰᠤᠷᠠᠯ ᠰᠤᠶᠤᠯ᠂ ᠬᠥᠭᠵᠢᠯ ᠦᠨ ᠵᠥᠪ ᠪᠣᠳᠣᠯᠭ᠎ᠠ᠂ ᠨᠤᠲᠤᠭ ᠤᠨ ᠠᠵᠢᠯᠰᠠᠭ ᠬᠥᠳᠡᠯᠮᠦᠷᠢᠴᠢ ᠴᠢᠨᠠᠷ ᠡᠨᠡ ᠪᠦᠬᠦᠨ ᠪᠣᠯ ᠪᠢᠳᠡᠨ ᠦ ᠬᠥᠭᠵᠢᠯ ᠦᠨ ᠪᠠᠲᠤᠯᠠᠭ᠎ᠠ ᠶᠤᠮ᠃ ᠲᠠ ᠪᠦᠬᠦᠨ ᠳᠦ ᠪᠡᠨ ᠠᠵᠢᠯ ᠬᠥᠳᠡᠯᠮᠦᠷᠢ ᠪᠦᠲᠦᠭᠡᠯ ᠦᠨ ᠥᠨᠳᠥᠷ ᠠᠮᠵᠢᠯᠲᠠ᠂ ᠰᠠᠶᠢᠨ ᠰᠠᠶᠢᠬᠠᠨ ᠪᠦᠬᠦᠨ ᠢ ᠬᠦᠰᠡᠨ ᠢᠷᠦᠭᠡᠶ᠎ᠡ᠃