ᠨᠠᠢᠢᠰᠯᠡ ᠦᠦᠨ ᠪᠠᠭᠠᠺᠬᠠᠨᠠᠭᠠᠢ ᠳᠡᠭᠦᠷᠷ

2023 ᠣᠨ 《ᠢᠷᠭᠡᠳ ᠦᠨ ᠣᠷᠣᠯᠴᠠᠭ᠎ᠠ᠂ ᠰᠠᠬᠢᠯᠭ᠎ᠠ ᠬᠠᠷᠢᠭᠤᠴᠠᠯᠭ᠎ᠠ ᠶᠢ ᠳᠡᠭᠡᠭᠰᠢᠯᠡᠭᠦᠯᠬᠦ ᠵᠢᠯ》

ᠨᠡᠶᠢᠰᠯᠡᠯ ᠦᠨ ᠪᠠᠭᠠᠬᠠᠩᠭᠠᠢ ᠳᠡᠭᠦᠷᠭᠡ ᠨᠢ ᠤᠯᠠᠭᠠᠨᠪᠠᠭᠠᠲᠤᠷ ᠬᠣᠲᠠ ᠠᠴᠠ ᠵᠡᠭᠦᠨ ᠤᠷᠤᠭᠰᠢ 90 ᠺᠢᠯᠣᠮᠧᠲ᠋ᠷ ᠵᠠᠢ ᠳᠤ ᠣᠷᠣᠰᠢᠬᠤ ᠭᠠᠵᠠᠷ ᠵᠦᠢ ᠶᠢᠨ ᠪᠠᠶᠢᠷᠢᠰᠢᠯ ᠪᠣᠯᠤᠭᠠᠳ ᠪᠠᠶᠢᠭᠠᠯᠢ᠂ ᠴᠠᠭ ᠠᠭᠤᠷ ᠤᠨ ᠲᠠᠭᠠᠲᠠᠢ ᠨᠥᠬᠥᠴᠡᠯ ᠪᠦᠷᠢᠯᠳᠦᠭᠰᠡᠨ᠂ ᠴᠡᠪᠡᠷ ᠠᠭᠠᠷ᠂ ᠵᠠᠮ ᠬᠠᠷᠢᠯᠴᠠᠭ᠎ᠠ᠂ ᠳᠡᠳ᠋ ᠪᠦᠲᠦᠴᠡ ᠶᠢᠨ ᠬᠥᠭᠵᠢᠯ ᠰᠠᠶᠢᠲᠠᠢ ᠪᠥᠭᠡᠳ ᠳᠠᠯᠠᠢ ᠶᠢᠨ ᠲᠦᠪᠰᠢᠨ ᠡᠴᠡ ᠳᠡᠭᠡᠭᠰᠢ 1614 ᠮ ᠡᠷᠭᠦᠭᠳᠡᠭᠰᠡᠨ᠂ 14.0 ᠮᠢᠩᠭᠠᠨ ᠭᠠ ᠨᠤᠲᠤᠭ ᠳᠡᠪᠢᠰᠬᠡᠷ ᠲᠡᠢ᠂ ᠪᠠᠷᠠᠭᠤᠨ ᠪᠣᠯᠤᠨ ᠬᠣᠶᠢᠳ ᠲᠠᠯ᠎ᠠ ᠪᠠᠷ ᠢᠶᠠᠨ ᠲᠥᠪ ᠠᠶᠢᠮᠠᠭ ᠤᠨ ᠰᠡᠷᠭᠦᠯᠡᠩ ᠰᠤᠮᠤ᠂ ᠵᠡᠭᠦᠨ ᠪᠣᠯᠤᠨ ᠤᠷᠢᠳᠤ ᠲᠠᠯ᠎ᠠ ᠪᠠᠷ ᠢᠶᠠᠨ ᠪᠠᠶᠠᠨ ᠰᠤᠮᠤ ᠲᠠᠢ ᠬᠢᠯᠢ ᠵᠠᠯᠭᠠᠨ᠂ ᠤᠯᠠᠭᠠᠨᠪᠠᠭᠠᠲᠤᠷ ᠬᠣᠲᠠ ᠶᠢᠨ ᠲᠥᠪ ᠦᠨ ᠳᠦᠭᠦᠷᠭᠡ ᠨᠦᠭᠦᠳ ᠲᠡᠢ 107 ᠺᠢᠯᠣᠮᠧᠲ᠋ᠷ ᠲᠡᠮᠦᠷ ᠵᠠᠮ ᠢᠶᠠᠷ᠂ 90 ᠺᠢᠯᠣᠮᠧᠲ᠋ᠷ ᠬᠠᠲᠠᠭᠤ ᠬᠤᠴᠢᠯᠲᠠ ᠲᠠᠢ ᠠᠦ᠋ᠲ᠋ᠣ᠋ ᠵᠠᠮ ᠢᠶᠠᠷ ᠬᠣᠯᠪᠣᠭᠳᠠᠭᠰᠠᠨ ᠨᠡᠶᠢᠰᠯᠡᠯ ᠦᠨ ᠠᠯᠤᠰᠯᠠᠭᠳᠠᠭᠰᠠᠨ ᠳᠡᠭᠦᠷᠭᠡ ᠶᠤᠮ᠃

ᠤᠯᠤᠰ ᠤᠨ ᠨᠥᠭᠡᠴᠡ ᠶᠢᠨ ᠬᠠᠩᠭᠠᠮᠵᠢ ᠶᠢᠨ ᠪᠠᠶᠢᠭᠤᠯᠤᠯᠭ᠎ᠠ ᠨᠤᠭᠤᠳ ᠢ ᠨᠡᠶᠢᠰᠯᠡᠯ ᠦᠨ ᠣᠶᠢᠷᠠᠯᠴᠠᠭᠠᠬᠢ ᠭᠠᠵᠠᠷ ᠲᠤ ᠪᠠᠶᠢᠷᠢᠯᠠᠭᠤᠯᠬᠤ ᠬᠣᠲᠠ ᠶᠢᠨ ᠬᠦᠮᠦᠨ ᠠᠮᠠ ᠶᠢᠨ ᠮᠧᠬᠠᠨᠢᠭ ᠦᠰᠦᠯᠲᠡ ᠶᠢ ᠪᠠᠭᠤᠷᠠᠭᠤᠯᠬᠤ᠂ ᠲᠥᠪᠯᠡᠷᠡᠯ ᠢ ᠪᠠᠭᠠᠰᠭᠠᠬᠤ ᠵᠣᠷᠢᠯᠭ᠎ᠠ ᠪᠠᠷ 1989 ᠣᠨ ᠳᠤ ᠤᠯᠠᠭᠠᠨᠪᠠᠭᠠᠲᠤᠷ ᠬᠣᠲᠠ ᠶᠢᠨ ᠪᠠᠭᠠᠬᠠᠩᠭᠠᠢ ᠬᠣᠷᠢᠶ᠎ᠠ ᠶᠢ ᠪᠠᠶᠢᠭᠤᠯᠵᠤ ᠤᠯᠠᠮ ᠢᠶᠠᠷ 1992 ᠣᠨ ᠳᠤ ᠨᠡᠶᠢᠰᠯᠡᠯ ᠦᠨ ᠳᠡᠭᠦᠷᠭᠡ ᠪᠣᠯᠭᠠᠨ ᠥᠷᠭᠡᠵᠢᠭᠦᠯᠦᠭᠰᠡᠨ ᠪᠥᠭᠡᠳ ᠵᠠᠰᠠᠭ ᠵᠠᠬᠢᠷᠭᠠᠨ ᠤ ᠨᠢᠭᠡᠴᠡ ᠶᠢᠨ ᠬᠤᠪᠢ ᠳᠤ 2 ᠬᠣᠷᠢᠶ᠎ᠠ ᠲᠠᠢ᠃ 2022 ᠣᠨ ᠤ ᠵᠢᠯ ᠦᠨ ᠡᠴᠦᠰ ᠦᠨ ᠪᠠᠶᠢᠳᠠᠯ ᠢᠶᠠᠷ 1230 ᠡᠷᠦᠬᠡ ᠶᠢᠨ 4416 ᠬᠦᠮᠦᠨ ᠠᠮᠠ ᠲᠠᠢ᠂ ᠮᠠᠯᠴᠢᠨ ᠪᠣᠯᠤᠨ ᠮᠠᠯ ᠪᠦᠬᠦᠢ 226 ᠡᠷᠦᠬᠡ ᠶᠢᠨ 26184 ᠲᠣᠯᠣᠭᠠᠢ ᠮᠠᠯ ᠲᠠᠢ᠂ ᠮᠠᠯ ᠠᠵᠤ ᠠᠬᠤᠢ ᠡᠷᠬᠢᠯᠡᠬᠦ ᠵᠥᠪᠰᠢᠶᠡᠷᠡᠭᠳᠡᠭᠰᠡᠨ ᠪᠦᠰᠡ ᠨᠤᠲᠤᠭ ᠶᠤᠮ᠃ ᠪᠠᠭᠠᠬᠠᠩᠭᠠᠢ ᠳᠡᠭᠦᠷᠭᠡ ᠳᠦ ᠲᠥᠷᠥ ᠶᠢᠨ 19 ᠪᠠᠶᠢᠭᠤᠯᠤᠯᠭ᠎ᠠ᠂ ᠲᠥᠷᠥ ᠶᠢᠨ ᠪᠤᠰᠤ 38 ᠪᠠᠶᠢᠭᠤᠯᠤᠯᠭ᠎ᠠ᠂ ᠬᠤᠪ ᠤᠨ ᠬᠡᠪᠰᠢᠯ ᠦᠨ 109 ᠪᠠᠶᠢᠭᠤᠯᠤᠯᠭ᠎ᠠ᠂ ᠨᠡᠶᠢᠰᠯᠡᠯ ᠦᠨ ᠥᠮᠴᠢᠲᠤ ᠦᠢᠯᠡᠳᠪᠦᠷᠢ ᠶᠢᠨ ᠭᠠᠵᠠᠷ 2᠂ ᠣᠷᠣᠨ ᠨᠤᠲᠤᠭ ᠤᠨ ᠥᠮᠴᠢᠲᠤ ᠦᠢᠯᠡᠳᠪᠦᠷᠢ ᠶᠢᠨ ᠭᠠᠵᠠᠷ 2 ᠲᠤᠰ ᠲᠤᠰ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃


ᠳᠡᠭᠦᠷᠭᠡ ᠶᠢᠨ ᠨᠤᠲᠤᠭ ᠳᠡᠪᠢᠰᠬᠡᠷ ᠲᠦ ᠣᠷᠣᠰ ᠤᠨ ᠴᠡᠷᠢᠭ ᠦᠨ ᠠᠩᠭᠢ ᠶᠢᠨ ᠠᠰᠢᠭᠯᠠᠵᠤ ᠪᠠᠶᠢᠭᠰᠠᠨ 2.8 ᠺᠢᠯᠣᠮᠧᠲ᠋ᠷ ᠤᠷᠲᠤ᠂ ᠬᠠᠲᠠᠭᠤ ᠬᠤᠴᠢᠯᠲᠠ ᠲᠠᠢ ᠦᠨᠳᠦᠰᠦᠨ ᠵᠤᠷᠪᠤᠰ ᠪᠦᠬᠦᠢ ᠣᠩᠭᠣᠴᠠᠨ ᠤ ᠪᠠᠭᠤᠳᠠᠯ᠂ 36 ᠠᠩᠭᠠᠷ᠂ ᠲᠥᠷᠦᠯ ᠪᠦᠷᠢ ᠶᠢᠨ ᠵᠣᠷᠢᠭᠤᠯᠤᠯᠲᠠ ᠪᠠᠷ ᠠᠰᠢᠭᠯᠠᠬᠤ ᠪᠣᠯᠤᠮᠵᠢ ᠲᠠᠢ 6 ᠲᠣᠮᠣᠬᠠᠨ ᠪᠠᠶᠢᠭᠤᠯᠤᠮᠵᠢ ᠪᠠᠶᠢᠭ᠎ᠠ ᠨᠢ ᠴᠢᠨᠠᠭᠰᠢᠳᠠ ᠲᠥᠷᠦᠯ ᠪᠦᠷᠢ ᠶᠢᠨ ᠲᠦᠭᠦᠬᠡᠢ ᠡᠳ᠋ ᠍ ᠦᠨ ᠠᠭᠤᠯᠬᠤ ᠶᠢᠨ ᠵᠣᠷᠢᠭᠤᠯᠤᠯᠲᠠ ᠪᠠᠷ ᠠᠰᠢᠭᠯᠠᠬᠤ᠂ ᠦᠢᠯᠡᠳᠪᠦᠷᠢᠯᠡᠯ ᠦᠨ ᠪᠦᠰᠡ ᠶᠢ ᠬᠥᠭᠵᠢᠭᠦᠯᠬᠦ ᠪᠥᠷᠢᠨ ᠪᠣᠯᠤᠮᠵᠢ ᠲᠠᠢ᠃ ᠮᠥᠨ ᠠᠯᠲᠠ᠂ ᠨᠡᠭᠦᠷᠡᠰᠦ᠂ ᠪᠠᠷᠢᠯᠭ᠎ᠠ ᠶᠢᠨ ᠲᠣᠭᠣᠰᠬ᠎ᠠ ᠦᠢᠯᠡᠳᠪᠦᠷᠢᠯᠡᠬᠦ ᠥᠨᠳᠥᠷ ᠴᠢᠨᠠᠷᠲᠠᠢ ᠰᠢᠷ᠎ᠠ ᠰᠢᠪᠠᠷ᠂ ᠱᠣᠬᠣᠢ ᠶᠢᠨ ᠴᠢᠯᠠᠭᠤ ᠣᠷᠳᠣ ᠢᠯᠡᠷᠡᠴᠡ ᠨᠦᠭᠦᠳ ᠪᠣᠯᠬᠤ ᠲᠥᠷᠥᠯ ᠪᠦᠷᠢ ᠶᠢᠨ ᠪᠠᠶᠢᠭᠠᠯ ᠤᠨ ᠪᠠᠶᠠᠯᠢᠭ ᠶᠡᠬᠡᠲᠡᠢ ᠶᠢᠨ ᠳᠡᠭᠡᠷ᠎ᠡ ᠭᠠᠵᠠᠷ ᠨᠤᠲᠤᠭ ᠤᠨ ᠣᠨᠣᠪᠴᠢᠲᠠᠢ ᠪᠠᠶᠢᠷᠢᠯᠠᠯ᠂ ᠪᠠᠶᠢᠭᠠᠯᠢ ᠴᠠᠭ ᠠᠭᠤᠷ ᠤᠨ ᠲᠠᠭᠠᠲᠠᠢ ᠨᠥᠬᠥᠴᠡᠯ᠂ ᠳᠡᠳ᠋ ᠪᠦᠲᠦᠴᠡ ᠶᠢᠨ ᠬᠥᠭᠵᠢᠯ ᠵᠡᠷᠭᠡ ᠨᠢ ᠳᠡᠭᠦᠷᠭᠡ ᠶᠢᠨ ᠣᠨᠴᠠᠯᠢᠭ᠂ ᠳᠠᠪᠠᠭᠤ ᠲᠠᠯ᠎ᠠ ᠶᠤᠮ᠃


ᠲᠤᠰ ᠳᠡᠭᠦᠷᠭᠡ ᠨᠢ ᠨᠡᠶᠢᠰᠯᠡᠯ ᠦᠨ ᠲᠥᠪ ᠦᠨ ᠳᠦᠭᠦᠷᠭᠡ ᠲᠡᠢ ᠲᠡᠮᠦᠷ ᠵᠠᠮ᠂ ᠬᠠᠲᠠᠭᠤ ᠬᠤᠴᠢᠯᠲᠠ ᠲᠠᠢ ᠠᠦ᠋ᠲ᠋ᠣ᠋ ᠵᠠᠮ᠂ 110/35/10 ᠺᠦᠸᠠᠳ᠋ ᠍ ᠤᠨ ᠴᠠᠬᠢᠯᠭᠠᠨ ᠳᠠᠮᠵᠢᠭᠤᠯᠬᠤ ᠱᠤᠭᠤᠮ᠂ ᠬᠣᠯᠪᠣᠭᠠᠨ ᠤ ᠰᠢᠯᠢᠨ ᠺᠠᠪᠧᠯ ᠢᠶᠠᠷ ᠲᠤᠰ ᠲᠤᠰ ᠬᠣᠯᠪᠣᠭᠳᠠᠭᠰᠠᠨ᠂ ᠮᠣᠩᠭᠣᠯ ᠤᠯᠤᠰ ᠤᠨ ᠬᠥᠭᠵᠢᠯ ᠢ ᠲᠡᠳᠭᠦᠬᠦ ᠭᠣᠣᠯ ᠪᠣᠰᠤᠭ᠎ᠠ ᠲᠡᠩᠬᠡᠯᠢᠭ ᠦᠨ ᠵᠠᠮ ᠤᠨ ᠳᠠᠭᠠᠤ ᠪᠠᠶᠢᠷᠢᠯᠠᠳᠠᠭ ᠨᠢ ᠪᠠᠭᠠᠬᠠᠩᠭᠠᠢ ᠳᠡᠭᠦᠷᠭᠡ ᠶᠢ ᠬᠥᠭᠵᠢᠭᠦᠯᠬᠦ ᠭᠣᠣᠯ ᠬᠦᠴᠦᠨ ᠵᠦᠢᠯ ᠦᠨ ᠨᠢᠭᠡ ᠶᠤᠮ᠃


ᠢᠷᠭᠡᠳ ᠦᠨ ᠠᠶ᠎ᠠ ᠲᠤᠬᠠᠲᠠᠢ ᠠᠮᠢᠳᠤᠷᠠᠬᠤ ᠲᠠᠭᠠᠲᠠᠢ ᠨᠥᠬᠥᠴᠡᠯ ᠢ ᠪᠤᠢ ᠪᠣᠯᠭᠠᠬᠤ ᠵᠣᠷᠢᠯᠭ᠎ᠠ ᠪᠠᠷ ᠨᠡᠶᠢᠰᠯᠡᠯ ᠦᠨ ᠶᠡᠷᠦᠩᠬᠡᠢ ᠪᠣᠯᠪᠠᠰᠤᠷᠠᠯ ᠤᠨ 《ᠬᠠᠩᠭᠠᠢ ᠴᠣᠭᠴᠠᠯᠠᠪᠤᠷᠢ》 ᠰᠤᠷᠭᠠᠭᠤᠯᠢ᠂ 44᠂ 207᠂ 183 ᠍ ᠳᠦᠭᠡᠷ ᠴᠡᠴᠡᠷᠯᠢᠭ᠂ ᠰᠤᠶᠤᠯ ᠤᠨ ᠲᠥᠪ᠂ ᠡᠷᠡᠭᠦᠯ ᠮᠡᠨᠳᠦ ᠶᠢᠨ ᠲᠥᠪ ᠪᠣᠯᠤᠨ ХААН ᠪᠠᠩᠬᠢ᠂ ᠲᠥᠷᠥ ᠶᠢᠨ ᠪᠠᠩᠬᠢ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠮᠥᠨ ᠢᠷᠭᠡᠳ ᠦᠨ ᠠᠮᠤᠷ ᠲᠠᠶᠢᠪᠤᠩ᠂ ᠠᠶᠤᠯ ᠦᠭᠡᠢ ᠠᠮᠢᠳᠤᠷᠠᠬᠤ ᠨᠥᠬᠥᠴᠡᠯ ᠢ ᠪᠦᠷᠢᠳᠦᠭᠦᠯᠬᠦ ᠵᠣᠷᠢᠯᠭ᠎ᠠ ᠪᠠᠷ ᠲᠥᠷᠦ ᠶᠢᠨ ᠲᠤᠰᠬᠠᠢ ᠴᠢᠭ ᠡᠭᠦᠷᠭᠡ ᠭᠦᠢᠴᠡᠳᠭᠡᠳᠡᠭ ᠴᠠᠭᠳᠠᠭ᠎ᠠ ᠶᠢᠨ ᠬᠡᠯᠲᠡᠰ᠂ ᠣᠨᠴᠠᠭᠠᠢ ᠪᠠᠶᠢᠳᠠᠯ ᠤᠨ ᠬᠡᠯᠲᠡᠰ ᠦᠨ ᠪᠡᠶ᠎ᠡ ᠪᠦᠷᠢᠯᠳᠦᠬᠦᠨ mep apg ᠲᠦᠮᠡᠨ ᠦ ᠪᠡᠨ ᠡᠮᠦᠨ᠎ᠡ ᠡᠷᠭᠦᠭᠰᠡᠨ ᠲᠠᠩᠭᠠᠷᠢᠭ ᠲᠤ ᠪᠠᠨ ᠦᠨᠡᠨᠴᠢ ᠪᠠᠶᠢᠵᠤ᠂ ᠥᠭᠭᠦᠭᠳᠡᠭᠰᠡᠨ ᠡᠭᠦᠷᠭᠡ ᠲᠠᠯᠪᠢᠭᠳᠠᠭᠰᠠᠨ ᠵᠣᠷᠢᠯᠲᠠ ᠶᠢ ᠴᠠᠭ ᠲᠤᠬᠠᠢ ᠳᠤ ᠨᠢ ᠰᠢᠳᠤᠷᠭᠤ ᠪᠠᠷ ᠪᠡᠶᠡᠯᠡᠭᠦᠯᠵᠦ ᠪᠠᠶᠢᠨ᠎ᠠ᠃